Монгол орны ихэнх нутаг зудын хүнд нөхцөл байдалтай болж, үргэлжлэн орсон цас, хүчтэй шуурганы улмаас үүсээд байгаа байгалийн гамшиг, хүндрэл бэрхшээл нь малчин иргэд, айл өрхийн амьжиргаанд хүндээр нөлөөлж байна.
ᠮᠣᠩᠭᠣᠯ ᠣᠷᠤᠨ ᠤ᠋ ᠶᠡᢈᠡᠩᢈᠢ ᠨᠤᠲᠤᠭ ᠵᠤᠳ ᠤ᠋ᠨ ᢈᠦᠨᠳᠦ ᠨᠥᢈᠦᠴᠡᠯ ᠪᠠᠶᠢᠳᠠᠯ ᠲᠠᠢ ᠪᠣᠯᠵᠤ᠂ ᠦᠷᢉᠦᠯᠵᠢᠯᠡᠨ ᠣᠷᠤᠭᠰᠠᠨ ᠴᠠᠰᠤ᠂ ᢈᠦᠴᠦ ᠲᠡᠢ ᠰᠢᠭᠤᠷᠭᠠᠨ ᠤ᠋ ᠤᠯᠠᠮ ᠠ᠋ᠴᠠ ᠡᢉᠦᠰᠦᢉᠡᠳ ᠪᠠᠶᠢᠭᠠ ᠪᠠᠶᠢᠭᠠᠯᠢ ᠶ᠋ᠢᠨ ᠭᠠᠮᠰᠢᠭ᠂ ᢈᠦᠨᠳᠦᠷᠡᠯ ᠪᠡᠷᢈᠡᠰᠢᠶᠡᠯ ᠨᠢ ᠮᠠᠯᠴᠢᠨ ᠢᠷᢉᠡᠳ᠂ ᠠᠶᠢᠯ ᠡᠷᠦᢈᠡ ᠶ᠋ᠢᠨ ᠠᠮᠵᠢᠷᠠᠭᠠᠨ ᠳ᠋ᠤ ᢈᠦᠨᠳᠦ ᠪᠡᠷ ᠨᠥᠯᠦᢉᠡᠯᠡᠵᠦ ᠪᠠᠶᠢᠨᠠ᠃
Монголчууд бид “Тэнхээтэй явахад нь тэмээгээр тусалснаас, тэвдэж явахад нь тэвнээр тусал” хэмээдэг ард түмэн. Цаг улирлын хатуу, ширүүнтэй тэмцэж буй малчдадаа сэтгэлийн тусламж, хандив цуглуулах ажлыг эхлүүлсэн Олимп, нийтийн биеийн тамир, спортын Үндэсний хороо болон Биеийн тамир, спортын Улсын хорооноос гаргасан “Сэтгэлийн тусгал” малчдад туслах аяныг НИЙСЛЭЛ, ДҮҮРГИЙН БИЕИЙН ТАМИР, СПОРТЫН ГАЗАР, ХОРООДЫН ХАМТ ОЛОН ДЭМЖИЖ НЭГ ӨДРИЙН ЦАЛИН НИЙТ 8,560,000 ТӨГРӨГ ХАНДИВЛАЛАА.
ᠮᠣᠩᠭᠤᠯᠴᠤᠳ ᠪᠢᠳᠡ “ᠲᠡᠩᢈᠡᢉᠡ ᠲᠡᠢ ᠶᠠᠪᠤᠬᠤ ᠳ᠋ᠤ ᠨᠢ ᠲᠡᠮᠡᢉᠡ ᠪᠡᠷ ᠲᠤᠰᠠᠯᠠᠭᠰᠠᠨ ᠠ᠋ᠴᠠ᠂ ᠲᠡᠪᠡᠳᠡᠵᠦ ᠶᠠᠪᠤᠬᠤ ᠳ᠋ᠤ ᠨᠢ ᠲᠡᠪᠡᠨ ᠢ᠋ᠶᠡᠷ ᠲᠤᠰᠤᠯ” ᢈᠡᠮᠡᠳᠡᢉ ᠠᠷᠠᠳ ᠲᠦᠮᠡᠨ᠃ ᠴᠠᠭ ᠤᠯᠠᠷᠢᠯ ᠤ᠋ᠨ ᠬᠠᠲᠠᠭᠤ᠂ ᠰᠢᠷᠦᢉᠦᠨ ᠲᠡᠢ ᠲᠡᠮᠡᠴᠡᠵᠦ ᠪᠤᠢ ᠮᠠᠯᠴᠢᠳ ᠲᠠᠭᠠᠨ ᠰᠡᠳᢈᠢᠯ ᠦ᠋ᠨ ᠲᠤᠰᠠᠯᠠᠮᠵᠢ᠂ ᠬᠠᠨᠳᠢᠪ ᠴᠤᠭᠯᠠᠭᠤᠯᠬᠤ ᠠᠵᠢᠯ ᠢ᠋ ᠡᢈᠢᠯᠡᢉᠦᠯᠦᢉᠰᠡᠨ ᠣᠯᠢᠮᠫ᠂ ᠨᠡᠶᠢᠲᠡ ᠶ᠋ᠢᠨ ᠪᠡᠶᠡ ᠶ᠋ᠢᠨ ᠲᠠᠮᠢᠷ᠂ ᠰᠫᠤᠷᠲ ᠤ᠋ᠨ ᠦᠨᠳᠦᠰᠦᠨ ᠦ᠋ ᠬᠣᠷᠢᠶᠠ ᠪᠣᠯᠤᠨ ᠪᠡᠶᠡ ᠶ᠋ᠢᠨ ᠲᠠᠮᠢᠷ᠂ ᠰᠫᠤᠷᠲ ᠤ᠋ᠨ ᠤᠯᠤᠰ ᠤ᠋ᠨ ᠬᠣᠷᠢᠶᠠᠨ ᠠ᠋ᠴᠠ ᠭᠠᠷᠭᠠᠭᠰᠠᠨ “ᠰᠡᠳᢈᠢᠯ ᠦ᠋ᠨ ᠲᠤᠰᠬᠠᠯ” ᠮᠠᠯᠴᠢᠳ ᠲᠤ ᠲᠤᠰᠠᠯᠠᠬᠤ ᠠᠶᠠᠨ ᠢ᠋ ᠨᠡᠶᠢᠰᠯᠡᠯ᠂ ᠳᠡᢉᠦᠷᢉᠡ ᠶ᠋ᠢᠨ ᠪᠡᠶᠡ ᠶ᠋ᠢᠨ ᠲᠠᠮᠢᠷ᠂ ᠰᠫᠤᠷᠲ ᠤ᠋ᠨ ᠭᠠᠵᠠᠷ᠂ ᠬᠣᠷᠢᠶᠠᠳ ᠤ᠋ᠨ ᠬᠠᠮᠲᠤ ᠣᠯᠠᠨ ᠳᠡᠮᠵᠢᠵᠦ ᠨᠢᢉᠡ ᠡᠳᠦᠷ ᠦ᠋ᠨ ᠴᠠᠯᠢᠩ ᠨᠡᠶᠢᠲᠡ ᠘᠂᠕᠖᠐᠂᠐᠐᠐ ᠲᠥᢉᠦᠷᠢᢉ ᠬᠠᠨᠳᠢᠪᠯᠠᠯᠠ᠃